Skip to main content

Posts

Showing posts from 2017

Босоо бичиг

ᠨᠠᠮᠠᠰᠠᠷᠠᠢ ᠶᠢᠨ ᠯᠤᠲᠤᠪᠠᠶᠠᠷ Намсрайн Лутбаяр ᠪᠣᠰᠤᠭ᠎ᠠ ᠪᠢᠴᠢᠭ Босоо бичиг ᠪᠣᠰᠤᠭ᠎ᠠ ᠶᠠᠪᠤᠭᠰᠠᠨ ᠤ ᠪᠠᠲᠤᠯᠠᠭ᠎ᠠ ᠴᠤ ᠶᠤᠮ ᠰᠢᠭ ᠪᠣᠰᠤᠭ᠎ᠠ ᠶᠠᠪᠤᠬᠤ ᠶᠢᠨ ᠨᠣᠲᠠᠯᠠᠭ᠎ᠠ ᠴᠤ ᠶᠤᠮ ᠰᠢᠭ ᠪᠣᠰᠴᠤ ᠶᠠᠪᠤᠭᠰᠠᠨ ᠮᠣᠩᠭᠤᠯ ᠣᠪᠤᠭᠲᠠᠨ ᠤ ᠪᠣᠰᠤᠭ᠎ᠠ ᠵᠣᠬᠢᠶᠠᠭᠳᠠᠭᠰᠠᠨ ᠪᠣᠰᠤᠭ᠎ᠠ ᠪᠢᠴᠢᠭ ᠮᠢᠨᠤ ᠡᠳᠦᠭᠡ ᠪᠢᠳᠡ ᠥᠭᠡᠳᠡᠯᠡᠵᠦ ᠶᠠᠪᠣᠭ᠎ᠠ ᠨᠢ ᠦᠨᠡᠨ ᠥᠪ ᠰᠣᠶᠤᠯ ᠢᠶᠠᠨ ᠪᠠᠰᠠ ᠭᠡᠭᠡᠵᠦ ᠶᠠᠪᠤᠭ᠎ᠠ ᠨᠢ ᠦᠨᠡᠨ ᠬᠦᠮᠦᠭ ᠦᠨ ᠶᠠᠪᠤᠳᠠᠯ ᠲᠠᠢ ᠬᠤᠷᠳᠤᠨ ᠪᠢᠴᠢᠭ ᠶᠢᠡᠨ ᠬᠠᠶᠠᠴᠢᠬᠠᠭᠠᠳ ᠬᠡᠦᠬᠡᠳ ᠦᠳ ᠳᠡᠭᠡᠨ ᠬᠡᠷᠡᠭᠳᠡᠢ ᠦᠨᠳᠦᠰᠶᠨ ᠦ ᠰᠣᠶᠤᠯ ᠢᠶᠠᠨ ᠮᠠᠷᠲᠠᠴᠢᠬᠠᠭᠠᠳ ᠣᠬᠣᠷ ᠪᠣᠭᠤᠨᠢ ᠪᠣᠳᠤᠭᠰᠠᠨ ᠤ ᠪᠠᠨ ᠬᠠᠷᠠᠭ᠎ᠠ ᠶᠢ ᠣᠳᠤ ᠪᠢᠳᠡ ᠡᠳ᠊ᠯᠡᠵᠦ ᠰᠠᠭᠤᠨ᠎ᠠ ᠡᠪᠦᠭᠡᠳ ᠮᠢᠨᠢ ᠡᠷᠢᠯ ᠳᠦ ᠮᠣᠷᠳᠠᠬᠤ ᠳᠠᠭᠠᠨ ᠬᠥᠲᠦᠯᠦᠭᠡ ᠮᠣᠷᠢ ᠲᠠᠢ ᠭᠠᠷᠳᠠᠭ ᠶᠣᠰᠤᠨ ᠥᠨᠥᠳᠦᠷ ᠨᠠᠳᠠ ᠳᠤ ᠭᠦᠨ ᠤᠬᠠᠭᠠᠨ ᠰᠣᠶᠤᠷᠬᠠᠯ ᠢᠶᠠᠨ ᠡᠷᠳᠡᠮ ᠦᠨ ᠡᠷᠢᠯ ᠳᠦ ᠮᠣᠷᠳᠠᠭᠰᠠᠨ ᠬᠡᠨ ᠪᠣᠯᠪᠠ ᠴᠢᠭ ᠬᠣᠶᠠᠷ ᠪᠢᠴᠢᠭ ᠲᠠᠢ ᠶᠠᠪᠤᠪᠠᠰᠤ ᠡᠴᠡᠨ ᠴᠤᠴᠠᠵᠤ ᠠᠯᠵᠢᠶᠠᠨ᠎ᠠ ᠴᠤ ᠭᠡᠵᠦ ᠦᠭᠡᠢ ᠳᠠ ᠲᠡᠷᠭᠡᠨ ᠦ ᠮᠥᠭᠡᠷ ᠭᠡᠳᠡᠰᠦ ᠲᠡᠢ ᠲᠡᠮᠡᠭᠡᠨ ᠲᠠᠪᠠᠬᠠᠢ ᠦᠰᠦᠭ ᠲᠡᠢ ᠨᠠᠷᠠᠨ ᠰᠠᠴᠤᠷᠠᠭ ᠣᠷᠬᠢᠴᠠ ᠲᠠᠢ ᠨᠠᠪᠴᠢᠨ ᠵᠢᠷᠤᠮᠠᠯ ᠰᠢᠯᠪᠢ ᠲᠡᠢ ᠲᠠᠯ᠎ᠠ ᠰᠠᠷᠠᠬᠠᠨ ᠵᠠᠷᠲᠢᠭ ᠲᠠᠢ