Skip to main content

Posts

Showing posts from September, 2014

Үгээр таних

ᠠᠭᠤᠯᠠ ᠮᠣᠷᠢ ᠶᠢ ᠵᠣᠪᠠᠭᠠᠨ᠎ᠠ ᠠᠭᠤᠷ ᠪᠡᠢ᠎ᠡ ᠶᠢ ᠵᠣᠪᠠᠭᠠᠨ᠎ᠠ᠃ Уул морийг зовооно Уур биеийг зовооно. ᠤᠰᠤᠨ ᠤ ᠭᠦᠨ ᠢ ᠤᠷᠭ᠎ᠠ ᠪᠠᠷ ᠮᠡᠳᠡᠬᠦ ᠬᠦᠮᠦᠨ ᠦ ᠤᠬᠠᠭᠠᠨ ᠢ ᠦᠭᠡ ᠪᠡᠷ ᠲᠠᠨᠢᠬᠤ᠃ Усны гүнийг уургаар мэдэх Хүний ухааныг үгээр таних. ᠤᠷᠲᠤ ᠬᠤᠰᠢᠭᠤ ᠬᠦᠵᠦᠭᠦᠦ ᠣᠷᠢᠶᠠᠨ᠎ᠠ ᠤᠷᠲᠤ ᠬᠣᠷᠮᠤᠢ ᠬᠥᠯ ᠣᠷᠢᠶᠠᠨ᠎ᠠ᠃ Урт хошуу хүзүү орооно Урт хормой хөл орооно. ᠤᠷᠮ᠎ᠠ ᠶᠢ ᠨᠢ ᠬᠤᠭᠤᠯᠬᠤ ᠪᠠᠷ ᠤᠭᠤᠴᠠ ᠶᠢ ᠬᠤᠭᠤᠯ᠃ Урмыг нь хугалахаар Ууцыг нь хугал. ᠤᠤᠭᠤᠵᠤ ᠢᠳᠡᠬᠦ ᠳᠡᠭᠡᠨ ᠤᠷᠭ᠎ᠠ ᠶᠢᠨ ᠮᠣᠷᠢ ᠤᠷᠤᠭᠰᠢ ᠪᠠᠨ ᠭᠢᠰᠬᠢᠭᠦ ᠳᠡᠭᠡᠨ ᠤᠷᠭᠤᠭ᠎ᠠ ᠬᠠᠳᠠ᠃ Ууж мдэхдээ уургын морь Урагшаа гишгэхдээ ургаа хад. ᠤᠰᠤ ᠶᠢ ᠨᠢ ᠤᠤᠭᠤᠪᠠᠯ ᠶᠣᠰᠤ ᠶᠢ ᠨᠢ ᠳᠠᠭᠠᠨ᠎ᠠ᠃ Усыг нь уувал Ёсыг нь дагана.

Олон

ᠣᠢ ᠮᠣᠳᠤ ᠤᠷᠳᠤ ᠲᠠᠢ᠂ ᠪᠣᠭᠤᠨᠢ ᠲᠠᠢ ᠣᠯᠠᠨ ᠬᠦᠮᠦᠨ ᠰᠠᠢᠢᠨ ᠲᠠᠢ᠂ ᠮᠠᠭᠤ ᠲᠠᠢ Ой мод урттай, богинотой Олон хүн сайнтай, муутай ᠣᠪᠤᠭ ᠢᠵᠠᠭᠤᠷ ᠢᠶᠠᠨ ᠡᠰᠡ ᠮᠡᠳᠡᠪᠡᠰᠦ ᠣᠢ ᠳᠤ ᠲᠥᠷᠦᠭᠰᠡᠨ ᠰᠠᠷᠮᠠᠭᠴᠢᠨ ᠠᠳᠠᠯᠢ Овог язгуураа эс мэдвээс Ойд төрсөн сармагчин адил ᠣᠯᠠᠨ ᠦ ᠬᠦᠴᠦ ᠂ ᠣᠯᠤᠮ ᠦᠭᠡᠢ ᠳᠠᠯᠠᠢ Олны хүч , Оломгүй далай ᠣᠯᠠᠨ ᠢᠶᠠᠷ ᠵᠥᠪᠯᠡᠪᠡᠯ ᠪᠣᠷᠤᠭᠤ ᠦᠭᠡᠢ ᠣᠯᠤᠮ ᠢᠶᠠᠷ ᠭᠠᠷᠤᠪᠠᠯ ᠠᠶᠤᠯ ᠦᠭᠡᠢ Олноор зөвлөвөл буруугүй Олмоор гарвал аюулгүй ᠣᠯᠠᠨ ᠰᠠᠨᠠᠭᠠᠲᠤ ᠣᠷᠭᠤᠵᠤ ᠴᠢᠳᠠᠳᠠᠭ ᠦᠭᠡᠢ Олон санаат Оргож чаддаггүй ᠣᠯᠠᠨ ᠲᠠᠢ ᠶᠠᠪᠤᠪᠠᠯ ᠲᠠᠯ᠎ᠠ ᠶᠢᠨ ᠴᠢᠨᠡᠭᠡ ᠣᠨᠴᠤᠭᠤᠢ ᠶᠠᠪᠤᠪᠠᠯ ᠠᠯᠠᠭ᠎ᠠ ᠶᠢᠨ ᠴᠢᠨᠡᠭᠡ Олонтой явбал талын чинээ Онцгой явбал алгын чинээ

Багш

ᠪᠠᠭ᠎ᠠ ᠳᠤ ᠰᠤᠷᠤᠭᠰᠠᠨ ᠡᠷᠳᠡᠮ ᠮᠠᠨᠳᠤᠬᠤ ᠨᠠᠷᠠ ᠥᠲᠡᠯᠬᠦ ᠳᠦ ᠰᠤᠷᠤᠭᠰᠠᠨ ᠡᠷᠳᠡᠮ ᠵᠢᠷᠭᠠᠬᠤ ᠨᠠᠷᠠ ᠪᠠᠭ᠎ᠠ ᠪᠠᠨᠳᠢ ᠮᠠᠭᠳᠠᠭᠠᠯ ᠳᠤ ᠪᠠᠶᠠᠰᠤᠨ᠎ᠠ ᠪᠠᠭᠰᠢ ᠪᠯᠠᠮ᠎ᠠ ᠰᠤᠳᠤᠷ ᠲᠤ ᠪᠠᠶᠠᠰᠤᠨ᠎ᠠ ᠪᠠᠭᠰᠢ ᠪᠠᠨ ᠭᠣᠯᠤᠪᠠᠯ ᠡᠷᠳᠡᠮ ᠰᠤᠷᠬᠤ ᠦᠭᠡᠢ ᠪᠣᠳᠠᠭ᠎ᠠ ᠪᠠᠨ ᠭᠣᠯᠤᠪᠠᠯ ᠴᠠᠳᠬᠤᠯᠠᠩ ᠶᠠᠪᠤᠬᠤ ᠦᠭᠡᠢ

Агсам морь

ᠠᠯᠢᠶ᠎ᠠ ᠬᠦᠮᠦᠨ ᠠᠮᠠᠷᠠᠳᠠᠭ ᠦᠭᠡᠢ ᠠᠭᠰᠤᠮ ᠮᠣᠷᠢ ᠵᠢᠷᠣᠭᠠᠯᠠᠳᠠᠭ ᠦᠭᠡᠢ ᠠᠯᠤᠰ ᠵᠠᠮ ᠢ ᠬᠥᠭᠡᠭᠡᠪᠡᠯ ᠠᠭᠲᠠ ᠮᠣᠷᠢ ᠪᠠᠨ ᠭᠠᠮᠠᠨᠠ ᠠᠮᠢ ᠪᠡᠢ᠎ᠡ ᠪᠡᠨ ᠪᠣᠳᠤᠪᠠᠯ ᠠᠭᠠᠰᠢ ᠵᠠᠩ ᠢᠶᠠᠨ ᠴᠡᠨᠡ ᠠᠯᠢᠶ᠎ᠠ ᠬᠦᠮᠦᠨ ᠠᠮᠠᠷᠠᠳᠠᠭ ᠦᠭᠡᠢ ᠠᠭᠰᠤᠮ ᠮᠣᠷᠢ ᠵᠢᠷᠣᠭᠠᠯᠠᠳᠠᠭ ᠦᠭᠡᠢ