ᠨᠠᠮᠠᠰᠠᠷᠠᠢ ᠶᠢᠨ ᠯᠤᠲᠤᠪᠠᠶᠠᠷ Намсрайн Лутбаяр ᠪᠣᠰᠤᠭ᠎ᠠ ᠪᠢᠴᠢᠭ Босоо бичиг ᠪᠣᠰᠤᠭ᠎ᠠ ᠶᠠᠪᠤᠭᠰᠠᠨ ᠤ ᠪᠠᠲᠤᠯᠠᠭ᠎ᠠ ᠴᠤ ᠶᠤᠮ ᠰᠢᠭ ᠪᠣᠰᠤᠭ᠎ᠠ ᠶᠠᠪᠤᠬᠤ ᠶᠢᠨ ᠨᠣᠲᠠᠯᠠᠭ᠎ᠠ ᠴᠤ ᠶᠤᠮ ᠰᠢᠭ ᠪᠣᠰᠴᠤ ᠶᠠᠪᠤᠭᠰᠠᠨ ᠮᠣᠩᠭᠤᠯ ᠣᠪᠤᠭᠲᠠᠨ ᠤ ᠪᠣᠰᠤᠭ᠎ᠠ ᠵᠣᠬᠢᠶᠠᠭᠳᠠᠭᠰᠠᠨ ᠪᠣᠰᠤᠭ᠎ᠠ ᠪᠢᠴᠢᠭ ᠮᠢᠨᠤ ᠡᠳᠦᠭᠡ ᠪᠢᠳᠡ ᠥᠭᠡᠳᠡᠯᠡᠵᠦ ᠶᠠᠪᠣᠭ᠎ᠠ ᠨᠢ ᠦᠨᠡᠨ ᠥᠪ ᠰᠣᠶᠤᠯ ᠢᠶᠠᠨ ᠪᠠᠰᠠ ᠭᠡᠭᠡᠵᠦ ᠶᠠᠪᠤᠭ᠎ᠠ ᠨᠢ ᠦᠨᠡᠨ ᠬᠦᠮᠦᠭ ᠦᠨ ᠶᠠᠪᠤᠳᠠᠯ ᠲᠠᠢ ᠬᠤᠷᠳᠤᠨ ᠪᠢᠴᠢᠭ ᠶᠢᠡᠨ ᠬᠠᠶᠠᠴᠢᠬᠠᠭᠠᠳ ᠬᠡᠦᠬᠡᠳ ᠦᠳ ᠳᠡᠭᠡᠨ ᠬᠡᠷᠡᠭᠳᠡᠢ ᠦᠨᠳᠦᠰᠶᠨ ᠦ ᠰᠣᠶᠤᠯ ᠢᠶᠠᠨ ᠮᠠᠷᠲᠠᠴᠢᠬᠠᠭᠠᠳ ᠣᠬᠣᠷ ᠪᠣᠭᠤᠨᠢ ᠪᠣᠳᠤᠭᠰᠠᠨ ᠤ ᠪᠠᠨ ᠬᠠᠷᠠᠭ᠎ᠠ ᠶᠢ ᠣᠳᠤ ᠪᠢᠳᠡ ᠡᠳ᠊ᠯᠡᠵᠦ ᠰᠠᠭᠤᠨ᠎ᠠ ᠡᠪᠦᠭᠡᠳ ᠮᠢᠨᠢ ᠡᠷᠢᠯ ᠳᠦ ᠮᠣᠷᠳᠠᠬᠤ ᠳᠠᠭᠠᠨ ᠬᠥᠲᠦᠯᠦᠭᠡ ᠮᠣᠷᠢ ᠲᠠᠢ ᠭᠠᠷᠳᠠᠭ ᠶᠣᠰᠤᠨ ᠥᠨᠥᠳᠦᠷ ᠨᠠᠳᠠ ᠳᠤ ᠭᠦᠨ ᠤᠬᠠᠭᠠᠨ ᠰᠣᠶᠤᠷᠬᠠᠯ ᠢᠶᠠᠨ ᠡᠷᠳᠡᠮ ᠦᠨ ᠡᠷᠢᠯ ᠳᠦ ᠮᠣᠷᠳᠠᠭᠰᠠᠨ ᠬᠡᠨ ᠪᠣᠯᠪᠠ ᠴᠢᠭ ᠬᠣᠶᠠᠷ ᠪᠢᠴᠢᠭ ᠲᠠᠢ ᠶᠠᠪᠤᠪᠠᠰᠤ ᠡᠴᠡᠨ ᠴᠤᠴᠠᠵᠤ ᠠᠯᠵᠢᠶᠠᠨᠠ ᠴᠤ ᠭᠡᠵᠦ ᠦᠭᠡᠢ ᠳᠠ ᠲᠡᠷᠭᠡᠨ ᠦ ᠮᠥᠭᠡᠷ ᠭᠡᠳᠡᠰᠦ ᠲᠡᠢ ᠲᠡᠮᠡᠭᠡᠨ ᠲᠠᠪᠠᠬᠠᠢ ᠦᠰᠦᠭ ᠲᠡᠢ ᠨᠠᠷᠠᠨ ᠰᠠᠴᠤᠷᠠᠭ ᠣᠷᠬᠢᠴᠠ ᠲᠠᠢ ᠨᠠᠪᠴᠢᠨ ᠵᠢᠷᠤᠮᠠᠯ ᠰᠢᠯᠪᠢ ᠲᠡᠢ ᠲᠠᠯ᠎ᠠ ᠰᠠᠷᠠᠬᠠᠨ ᠵᠠᠷᠲᠢᠭ ᠲᠠᠢ ...
Proverb( Too many cooks spoil the broth) Олон хэлбэл улиг, Цөөн хэлбэл билиг